Ордос долоон хошуу (ᠣᠷᠳᠣᠰ ᠳᠣᠯᠣᠭᠠᠨ ᠬᠣᠰᠢᠭᠤ 鄂尔多斯七个旗 Seven Banners of Ordos) [Ордос ардын дуу]

on 2025/04/29

Traditional Mongolian Lyrics

ᠣᠷᠳᠣᠰ ᠳᠣᠯᠣᠭᠠᠨ ᠬᠣᠰᠢᠭᠤ

ᠦᠭᠡ᠄ ᠠᠯᠲᠠᠨᠸᠴᠢᠷ
ᠠᠶᠠᠯᠭᠤ᠄ ᠥᠯᠵᠡᠢ
ᠳᠠᠭᠤᠴᠢᠨ᠄ ᠰᠣᠶᠣᠯᠰᠡᠴᠡᠨ

ᠦᠦᠰᠢᠨ ᠪᠠᠯᠠᠷ ᠣᠲᠣᠭ ‍ᠤᠨ ᠰᠢᠯᠢ
ᠤᠤᠭᠠᠨ ᠪᠠᠶ᠋ᠢᠭᠠᠯᠢ ‍ᠶ᠋ᠢᠨ ᠪᠡᠯᠴᠢᠭᠡᠷ ᠰᠢᠦ
ᠡᠵᠡᠨ ᠬᠣᠷᠣᠭ᠎ᠠ ᠵᠠᠰᠠᠭ ‍ᠤᠨ ᠬᠣᠲᠣᠭᠣᠷ
ᠡᠪᠦᠭᠡᠳ ᠳᠡᠭᠡᠳᠦ ‍ᠶ᠋ᠢᠨ ᠮᠢᠨᠢ ᠭᠣᠯᠣᠮᠲᠠ
ᠬᠠᠩᠭᠢᠨ ᠳᠠᠯᠠᠳ ᠵᠡᠭᠦᠨᠭᠠᠷ ᠵᠢᠶᠦ᠋ᠨ ᠸᠠᠩ
ᠬᠠᠲᠤᠨ ᠰᠤᠨᠳᠠᠯᠠᠭᠰᠠᠨ ᠬᠣᠰᠢᠭᠤ ᠰᠢᠦ
ᠬᠠᠨᠠᠭᠠᠷ ᠶᠡᠬᠡ ᠪᠣᠷᠣ ᠲᠣᠬᠣᠢ
ᠬᠥᠬᠡ ᠮᠣᠩᠭᠣᠯ ‍ᠤᠨ ᠥᠯᠥᠭᠡᠢ ᠰᠢᠦ
ᠠᠢ ᠠᠢ ᠳ᠋ᠠ ᠠᠶ᠋ᠢᠬᠤᠷ ᠬᠠᠢ
ᠡᠪᠦᠭᠡ ᠳᠡᠭᠡᠳᠦ ‍ᠶ᠋ᠢᠨ ᠮᠢᠨᠢ ᠥᠯᠥᠭᠡᠢ ᠪᠣᠯᠤᠭᠰᠠᠨ
ᠣᠷᠳᠣᠰ ᠳᠣᠯᠣᠭᠠᠨ ᠬᠣᠰᠢᠭᠤ ᠮᠢᠨᠢ

ᠠᠯᠲᠠᠨ ᠣᠪᠣᠭ᠎ᠠ ᠪᠤᠯᠠᠭ ‍ᠤᠨ ᠰᠢᠯᠢ
ᠠᠪᠠᠢ ᠮᠥᠮᠥ ‍ᠶ᠋ᠢᠨ ᠨᠤᠲᠤᠭ ᠰᠢᠦ
ᠠᠭᠢᠲᠤ ᠲᠣᠯᠣᠭᠠᠢ ᠮᠠᠩᠬᠠᠨ ᠪᠠᠯᠠᠷ
ᠠᠳᠤᠭᠤ ᠮᠠᠯ ‍ᠤᠨ ᠪᠡᠯᠴᠢᠭᠡᠷ ᠰᠢᠦ
ᠠᠢ ᠠᠢ ᠳ᠋ᠠ ᠠᠶ᠋ᠢᠬᠤᠷ ᠬᠠᠢ
ᠡᠪᠦᠭᠡ ᠳᠡᠭᠡᠳᠦ ‍ᠶ᠋ᠢᠨ ᠮᠢᠨᠢ ᠥᠯᠥᠭᠡᠢ ᠪᠣᠯᠤᠭᠰᠠᠨ
ᠣᠷᠳᠣᠰ ᠳᠣᠯᠣᠭᠠᠨ ᠬᠣᠰᠢᠭᠤ ᠮᠢᠨᠢ
ᠠᠢ ᠠᠢ ᠳ᠋ᠠ ᠠᠶ᠋ᠢᠬᠤᠷ ᠬᠠᠢ
ᠡᠪᠦᠭᠡ ᠳᠡᠭᠡᠳᠦ ‍ᠶ᠋ᠢᠨ ᠮᠢᠨᠢ ᠥᠯᠥᠭᠡᠢ ᠪᠣᠯᠤᠭᠰᠠᠨ
ᠣᠷᠳᠣᠰ ᠳᠣᠯᠣᠭᠠᠨ ᠬᠣᠰᠢᠭᠤ ᠮᠢᠨᠢ

Listen to the Music

https://hiimor.com/blog/1386