Lyrics in Cyrillic Mongolian
Тэлмээ сайтай тагдга саарал морь еээ олохоос уртай аа намжил хө
Тэргэндээ гүүлсэн тагдга дайжгээ оноод чи
Айлаа тойроод дэншиж байж ба хө
Тагшийн охин дүү даяан жий ухаа и олохоосоо уртай хө
Давирснаа алдаад төвөгдөж байх үес чинь
Тэнхрүүлж авч ба бэргэн чинь хө
Алхаа сайтай алаг жороо морь еээ олохоос уртай аа намжил хө
Аралдаа гүүлсэн агзаг богзгоо оноод чи
Айлаа дэншээд гүйж байж ба хө
Арсланы охин дүү даяан жий ухаа и олохоосоо уртай хө
Авснаа алдаад аргагүй явж байх үес чинь
Араалж авч ба бэргэн чинь хө
Алд л адил сайхан сэтгэлийг ардаа хаяна үү аа намжил хө
Аянга мэт аюул болон зовлон чинь тулагдаж ирэхээ үзэх үү да хө
Арсланы охин дүү даяан жий ухаа и олсны сүүлээр хө
Аавын чинь буян адуу болон мал чинь барагдаж ирэхээ үзэхгүй үү да хө
Төвлэг сайхан санаа болон сэтгэлийг дандайгаа хаяна үү аа намжил хө
Тэгр мэт үйл болон зовлон чинь тулагдаж ирэхээ үзэх үү да хө
Тагшийн охин дүү даяан жий ухаа и олсны сүүлээр хө
Дээдийн буян эд болон хөрөнгө чинь барагдаж байхаа үзэх үү да хө
Аагаш болон жаныг чинь даасаар байгаад аа бэргэн хө
Аюулхай цээжинд чинь ангатай болбол
Албатын дансанд онохгүй үү да хө
Анга бага даяан жий ухаа и олсны сүүлээр хө
Адал болон амьдралаа анхнаасаа илүү
Сайжруулж явая бие минь өө хө
Эе болон жаныг чинь даасаар байгаад аа бэргэн хө
Өвчүү цээжинд чинь үртэй болбол
Үгүйгүүчүүдийн дансанд онохгүй үү да хө
Эвлэг бага даяан жий ухаа и олсны сүүлээр хө
Өрх болон амьдралаа эртнээсээ илүү
Сайжруулж явая бие минь өө хө
Сайжруулж явая бие минь өө хө
Listen to the Music
Lyrics in Traditional Mongolian
ᠨᠠᠮᠵᠢᠯ
ᠠᠷᠠᠳ ᠤᠨ ᠳᠠᠭᠤᠤ
ᠳᠠᠭᠤᠴᠢᠨ ᠄ ᠪᠦᠦ ᠶᠢᠨ ᠲᠢᠩ
ᠲᠡᠯᠡᠮᠡᠭᠡ ᠰᠠᠶᠢᠲᠠᠢ ᠲᠡᠭᠳᠡᠭ ᠰᠠᠭᠠᠷᠠᠯ ᠮᠣᠷᠢ ᠶ᠋ᠢ ᠪᠠᠨ ᠣᠯᠬᠤ ᠡᠴᠡ ᠤᠷᠢᠲᠠᠢ ᠠ ᠨᠠᠮᠵᠢᠯ ᠬᠦᠢ
ᠲᠡᠷᠭᠡᠨ ᠳ᠋ᠡᠭᠡᠨ ᠬᠥᠯᠥᠭᠰᠡᠨ ᠲᠡᠭᠳᠡᠭ ᠲᠠᠶᠢᠵᠢᠭ ᠢᠶ᠋ᠡᠨ ᠤᠨᠤᠭᠠᠳ ᠴᠢ
ᠠᠶᠢᠯ ᠢᠶᠡᠨ ᠲᠣᠭᠣᠷᠢᠭᠠᠳ ᠳᠡᠩᠰᠢᠵᠤ ᠪᠠᠶᠢᠵᠤ ᠪᠠ ᠬᠦᠢ
ᠲᠡᠭᠰᠢ ᠶ᠋ᠢᠨ ᠥᠬᠢᠨ ᠳᠡᠭᠦᠦ ᠲᠢᠶᠠᠨ ᠵᠢᠢ ᠬᠤᠸᠠ ᠶ᠋ᠢ ᠣᠯᠬᠤ ᠡᠴᠡ ᠪᠠᠨ ᠤᠷᠢᠲᠠᠢ ᠬᠦᠢ
ᠲᠡᠪᠡᠷᠢᠭᠰᠡᠨ ᠢᠶ᠋ᠡᠨ ᠠᠯᠳᠠᠭᠠᠳ ᠲᠦᠪᠡᠭᠳᠡᠵᠦ ᠪᠠᠶᠢᠬᠤ ᠦᠶᠡᠰ ᠴᠢᠨᠢ
ᠲᠡᠩᠬᠡᠷᠡᠭᠦᠯᠵᠦ ᠠᠪᠴᠤ ᠪᠠ ᠪᠡᠷᠭᠡᠨ ᠴᠢᠨᠢ ᠬᠦᠢ
·
ᠠᠯᠬᠤᠭ᠎ᠠ ᠰᠠᠶᠢᠲᠠᠢ ᠠᠯᠠᠭ ᠵᠢᠷᠤᠭ᠎ᠠ ᠮᠣᠷᠢ ᠶ᠋ᠢ ᠪᠠᠨ ᠣᠯᠬᠤ ᠡᠴᠡ ᠤᠷᠢᠲᠠᠢ ᠠ ᠨᠠᠮᠵᠢᠯ ᠬᠦᠢ
ᠠᠷᠠᠯ ᠳ᠋ᠠᠭᠠᠨ ᠬᠥᠯᠥᠭᠰᠡᠨ ᠠᠭᠵᠠᠭ ᠪᠣᠭᠵᠣᠭ ᠢᠶᠡᠨ ᠤᠨᠤᠭᠠᠳ ᠴᠢ
ᠠᠶᠢᠯ ᠢᠶᠡᠨ ᠳᠡᠩᠰᠢᠭᠡᠳ ᠭᠦᠶᠦᠵᠦ ᠪᠠᠶᠢᠵᠤ ᠪᠠ ᠬᠦᠢ
ᠠᠷᠰᠯᠠᠨ ᠤ ᠥᠬᠢᠨ ᠳᠡᠭᠦᠦ ᠲᠢᠶᠠᠨ ᠵᠢᠢ ᠬᠤᠸᠠ ᠶ᠋ᠢ ᠣᠯᠬᠤ ᠡᠴᠡ ᠪᠠᠨ ᠤᠷᠢᠲᠠᠢ ᠬᠦᠢ
ᠠᠪᠤᠭᠰᠠᠨ ᠢᠶᠡᠨ ᠠᠯᠳᠠᠭᠠᠳ ᠠᠷᠭ᠎ᠠ ᠦᠭᠡᠢ ᠶᠠᠪᠤᠵᠤ ᠪᠠᠶᠢᠬᠤ ᠦᠶᠡᠰ ᠴᠢᠨᠢ
ᠠᠷᠠᠭᠠᠯᠠᠵᠤ ᠠᠪᠴᠤ ᠪᠠ ᠪᠡᠷᠭᠡᠨ ᠴᠢᠨᠢ ᠬᠦᠢ
·
ᠠᠯᠲᠠ ᠯᠠ ᠠᠳᠠᠯᠢ ᠰᠠᠶᠢᠬᠠᠨ ᠰᠡᠳᠬᠢᠯ ᠢ ᠠᠷᠤ ᠳ᠋ᠠᠭᠠᠨ ᠬᠠᠶᠠᠨ᠎ᠠ ᠦᠦ ᠠ ᠨᠠᠮᠵᠢᠯ ᠬᠦᠢ
ᠠᠶᠤᠩᠭ᠎ᠠ ᠮᠡᠲᠦ ᠠᠶᠤᠯ ᠪᠣᠯᠣᠨ ᠵᠤᠪᠠᠯᠠᠩ ᠴᠢᠨᠢ ᠲᠤᠯᠤᠭᠳᠠᠵᠤ ᠢᠷᠡᠬᠦ ᠪᠠᠨ ᠦᠵᠡᠬᠦ ᠦᠦ ᠳ᠋ᠠ ᠬᠦᠢ
ᠠᠷᠰᠯᠠᠨ ᠤ ᠥᠬᠢᠨ ᠳᠡᠭᠦᠦ ᠲᠢᠶᠠᠨ ᠵᠢᠢ ᠬᠤᠸᠠ ᠶ᠋ᠢ ᠣᠯᠣᠭᠰᠠᠨ ᠤ ᠰᠡᠭᠦᠯᠡᠷ ᠬᠦᠢ
ᠠᠪᠤ᠋ ᠶ᠋ᠢᠨ ᠴᠢᠨᠢ ᠪᠤᠶᠠᠨ ᠠᠳᠤᠭᠤ ᠪᠣᠯᠣᠨ ᠮᠠᠯ ᠴᠢᠨᠢ ᠪᠠᠷᠠᠭᠳᠠᠵᠤ ᠢᠷᠡᠬᠦ ᠪᠠᠨ ᠦᠵᠡᠬᠦ ᠦᠭᠡᠢ ᠦᠦ ᠳ᠋ᠠ ᠬᠦᠢ
·
ᠲᠥᠪᠯᠢᠭ ᠰᠠᠶᠢᠬᠠᠨ ᠰᠠᠨᠠᠭ᠎ᠠ ᠪᠣᠯᠣᠨ ᠰᠡᠳᠬᠢᠯ ᠢ ᠲᠡᠨᠲᠡᠢ ᠪᠠᠨ ᠬᠠᠶᠠᠨ᠎ᠠ ᠦᠦ ᠠ ᠨᠠᠮᠵᠢᠯ ᠬᠦᠢ
ᠲᠡᠭᠷᠢ ᠮᠡᠲᠦ ᠦᠢᠯᠡ ᠪᠣᠯᠣᠨ ᠵᠤᠪᠠᠯᠠᠩ ᠴᠢᠨᠢ ᠲᠤᠯᠤᠭᠳᠠᠵᠤ ᠢᠷᠡᠬᠦ ᠪᠠᠨ ᠦᠵᠡᠬᠦ ᠦᠦ ᠳ᠋ᠠ ᠬᠦᠢ
ᠲᠡᠭᠰᠢ ᠶ᠋ᠢᠨ ᠦᠬᠢᠨ ᠳᠡᠭᠦᠦ ᠲᠢᠶᠠᠨ ᠵᠢᠢ ᠬᠤᠸᠠ ᠶ᠋ᠢ ᠣᠯᠣᠭᠰᠠᠨ ᠤ ᠰᠡᠭᠦᠯᠡᠷ ᠬᠦᠢ
ᠳᠡᠭᠡᠳᠦ ᠶ᠋ᠢᠨ ᠪᠣᠶᠠᠨ ᠡᠳ᠋ ᠪᠣᠯᠣᠨ ᠬᠦᠷᠥᠩᠭᠡ ᠴᠢᠨᠢ ᠪᠠᠷᠠᠭᠳᠠᠵᠤ ᠪᠠᠶᠢᠬᠤ ᠪᠠᠨ ᠦᠵᠡᠬᠦ ᠦᠦ ᠳ᠋ᠠ ᠬᠦᠢ
·
ᠠᠭᠠᠰᠢ ᠪᠣᠯᠣᠨ ᠵᠠᠩ ᠢ ᠴᠢᠨᠢ ᠳᠠᠭᠠᠭᠠᠭᠰᠠᠭᠠᠷ ᠪᠠᠶᠢᠭᠠᠳ ᠠ ᠪᠡᠷᠭᠡᠨ ᠬᠦᠢ
ᠠᠶᠤᠤᠯᠢᠬᠠᠢ ᠴᠡᠭᠡᠵᠢᠨ ᠳ᠋ᠦ ᠴᠢᠨᠢ ᠠᠩᠭ᠎ᠠ ᠲᠠᠢ ᠪᠣᠯᠪᠠᠯ
ᠠᠯᠪᠠᠲᠤ ᠶ᠋ᠢᠨ ᠳᠠᠩᠰᠠᠨ ᠳ᠋ᠤ ᠣᠨᠣᠬᠤ ᠦᠭᠡᠢ ᠦᠦ ᠳ᠋ᠠ ᠬᠦᠢ
ᠠᠩᠭ᠎ᠠ ᠪᠠᠭ᠎ᠠ ᠲᠢᠶᠠᠨ ᠵᠢᠢ ᠬᠤᠸᠠ ᠶ᠋ᠢ ᠣᠯᠣᠭᠰᠠᠨ ᠤ ᠰᠡᠭᠦᠯᠡᠷ ᠬᠦᠢ
ᠠᠳᠠᠯ ᠪᠣᠯᠣᠨ ᠠᠮᠢᠳᠤᠷᠠᠯ ᠢᠶᠡᠨ ᠠᠩᠬᠠᠨ ᠡᠴᠡ ᠪᠠᠨ ᠢᠯᠡᠭᠦᠦ
ᠰᠠᠶᠢᠵᠢᠷᠠᠭᠤᠯᠵᠤ ᠶᠠᠪᠤᠶ᠎ᠠ ᠪᠡᠶ᠎ᠡ ᠮᠢᠨᠢ ᠡ ᠬᠦᠢ
·
ᠡᠶ᠎ᠡ ᠪᠣᠯᠣᠨ ᠵᠠᠩ ᠢ ᠴᠢᠨᠢ ᠳᠠᠭᠠᠭᠠᠭᠰᠠᠭᠠᠷ ᠪᠠᠶᠢᠭᠠᠳ ᠠ ᠪᠡᠷᠭᠡᠨ ᠬᠦᠢ
ᠡᠪᠴᠢᠭᠦᠦ ᠴᠡᠭᠡᠵᠢᠨ ᠳ᠋ᠦ ᠴᠢᠨᠢ ᠦᠷ᠎ᠡ ᠲᠠᠢ ᠪᠣᠯᠪᠠᠯ
ᠦᠭᠡᠶᠢᠭᠦᠴᠤᠳ ᠤᠨ ᠳᠠᠩᠰᠠᠨ ᠳ᠋ᠤ ᠣᠨᠣᠬᠤ ᠦᠭᠡᠢ ᠦᠦ ᠳ᠋ᠠ ᠬᠦᠢ
ᠡᠪᠯᠢᠭ ᠪᠠᠭ᠎ᠠ ᠲᠢᠶᠠᠨ ᠵᠢᠢ ᠬᠤᠸᠠ ᠶ᠋ᠢ ᠣᠯᠣᠭᠰᠠᠨ ᠤ ᠰᠡᠭᠦᠯᠡᠷ ᠬᠦᠢ
ᠡᠷᠥᠬᠡ ᠪᠣᠯᠣᠨ ᠠᠮᠢᠳᠤᠷᠠᠯ ᠢᠶᠡᠨ ᠡᠷᠲᠡᠨ ᠡᠴᠡ ᠪᠠᠨ ᠢᠯᠡᠭᠦᠦ
ᠰᠠᠶᠢᠵᠢᠷᠠᠭᠤᠯᠵᠤ ᠶᠠᠪᠤᠶ᠎ᠠ ᠪᠡᠶ᠎ᠡ ᠮᠢᠨᠢ ᠡ ᠬᠦᠢ
ᠰᠠᠶᠢᠵᠢᠷᠠᠭᠤᠯᠵᠤ ᠶᠠᠪᠤᠶ᠎ᠠ ᠪᠡᠶ᠎ᠡ ᠮᠢᠨᠢ ᠡ ᠬᠦᠢ