Арван тавны сар (ᠠᠷᠪᠠᠨ ᠲᠠᠪᠤᠨ ᠤ ᠰᠠᠷᠠ 十五的月亮) [Хорчин ардын дуу]

on 2022/01/27

Lyrics in Cyrillic Mongolian

Арван тавны саран агаартаа дэгдэнэ хөө
Ар өврөө дагаад үүл нь үгүй юу юм бэ хө
Хайртай хонгор чамайгаа хүлээсээр удлаа би
Харин чи минь хүрээд ирдэггүй юу юуны учир бэ хө

Хур борооны чийг нь агаараас буухгүй бол
Хайтан ягаан (лянхуа) цэцэг өөрөө юундаа дэлгэрэх юм бэ хө
Хайртай ах минь хашир нь үгүй хүлээвэл дээ хө
Хайрлаж санасан хонгор дүү чинь аяндаа хүрээд ирнэ дээ хө

Арван тавны саран агаартаа дэгдэнэ хөө
Ар өврөө дагаад үүл нь үгүй юу юм бэ хө
Хайртай хонгор чамайгаа хүлээсээр удлаа би
Харин чи минь хүрээд ирдэггүй юу юуны учир бэ

Lyrics in Traditional Mongolian

ᠠᠷᠪᠠᠨ ᠲᠠᠪᠤᠨ ᠤ ᠰᠠᠷᠠᠨ ᠠᠭᠠᠷ ᠲᠤ ᠪᠠᠨ ᠳᠡᠭᠳᠡᠨ᠎ᠡ ᠬᠥ
ᠠᠷᠤ ᠥᠪᠥᠷ ᠢᠶᠡᠨ ᠳᠠᠭᠠᠭᠠᠳ ᠡᠭᠦᠯᠡ ᠨᠢ ᠦᠭᠡᠢ ᠤᠤ ᠶᠤᠮ ᠪᠤᠢ ᠬᠥ
ᠬᠠᠶᠢᠷᠠᠲᠠᠢ ᠬᠣᠩᠭᠣᠷ ᠴᠢᠮᠠᠢ ᠪᠠᠨ ᠬᠦᠯᠢᠶᠡᠭᠰᠡᠭᠡᠷ ᠤᠳᠤᠯ᠎ᠠ ᠪᠢ
ᠬᠠᠷᠢᠨ ᠴᠢ ᠮᠢᠨᠢ ᠬᠦᠷ᠎ᠡ ᠳᠦ ᠢᠷᠡᠳᠡᠭ ᠦᠭᠡᠢ ᠤᠤ ᠶᠠᠭᠤᠨ ᠤ ᠤᠴᠢᠷ ᠪᠤᠢ ᠬᠥ

ᠬᠤᠷ᠎ᠠ ᠪᠣᠷᠣᠭᠠᠨ ᠤ ᠴᠢᠭᠢᠭ ᠨᠢ ᠠᠭᠠᠷ ᠠᠴᠠ ᠪᠠᠭᠤᠬᠤ ᠦᠭᠡᠢ ᠪᠣᠯ
ᠬᠠᠶᠢᠲᠠᠩ ᠶᠠᠭᠠᠨ (ᠯᠢᠩᠬᠤ᠎ᠠ) ᠴᠡᠴᠡᠭ ᠥᠪᠡᠷ ᠢᠶᠡᠨ ᠶᠠᠭᠤᠨ ᠳᠤ ᠪᠠᠨ ᠳᠡᠯᠭᠡᠷᠡᠬᠦ ᠶᠤᠮ ᠪᠤᠢ ᠬᠥ
ᠬᠠᠶᠢᠷᠠᠲᠠᠢ ᠠᠬ᠎ᠠ ᠮᠢᠨᠢ ᠬᠠᠰᠢᠷ ᠨᠢ ᠦᠭᠡᠢ ᠬᠦᠯᠢᠶᠡᠪᠡᠯ ᠳ᠋ᠡ ᠬᠥ
ᠬᠠᠶᠢᠷᠠᠯᠠᠵᠤ ᠰᠠᠨᠠᠭᠰᠠᠨ ᠬᠣᠩᠭᠣᠷ ᠳᠡᠭᠦᠦ ᠴᠢᠨᠢ ᠠᠶᠠᠨᠳᠠᠭᠠᠨ ᠬᠦᠷ᠎ᠡ ᠳᠦ ᠢᠷᠡᠨ᠎ᠡ ᠳ᠋ᠡ ᠬᠥ

ᠠᠷᠪᠠᠨ ᠲᠠᠪᠤᠨ ᠤ ᠰᠠᠷᠠᠨ ᠠᠭᠠᠷ ᠲᠤ ᠪᠠᠨ ᠳᠡᠭᠳᠡᠨ᠎ᠡ ᠬᠥ
ᠠᠷᠤ ᠥᠪᠥᠷ ᠢᠶᠡᠨ ᠳᠠᠭᠠᠭᠠᠳ ᠡᠭᠦᠯᠡ ᠨᠢ ᠦᠭᠡᠢ ᠤᠤ ᠶᠤᠮ ᠪᠤᠢ ᠬᠥ
ᠬᠠᠶᠢᠷᠠᠲᠠᠢ ᠬᠣᠩᠭᠣᠷ ᠴᠢᠮᠠᠢ ᠪᠠᠨ ᠬᠦᠯᠢᠶᠡᠭᠰᠡᠭᠡᠷ ᠤᠳᠤᠯ᠎ᠠ ᠪᠢ
ᠬᠠᠷᠢᠨ ᠴᠢ ᠮᠢᠨᠢ ᠬᠦᠷ᠎ᠡ ᠳᠦ ᠢᠷᠡᠳᠡᠭ ᠦᠭᠡᠢ ᠤᠤ ᠶᠠᠭᠤᠨ ᠤ ᠤᠴᠢᠷ ᠪᠤᠢ

https://www.youtube.com/watch?v=k3s01TWOo6c
https://www.youtube.com/watch?v=ynyVTv8dcTM